ᠬᠠᠯᠠᠭᠤᠨ ᠰᠡᠳᠬᠢᠯᠳᠦ ᠴᠡᠩᠭᠡᠯᠳᠦ ᠠᠪᠦᠭᠠᠢ ᠺᠠᠰᠢᠸᠠᠽᠠᠻᠢ ᠬᠤᠳᠡᠨ ᠳᠤ ᠮᠤᠷᠢᠯᠠᠨ ᠰᠠᠭᠠᠳᠡᠬᠰᠠᠨ ᠨᠢ

    ᠠᠷᠪᠠᠨ ᠲᠠᠪᠤᠨ ᠣᠨ ᠤ ᠲᠠᠪᠦᠨ ᠰᠠᠷᠠᠢᠢᠨ ᠭᠤᠷᠪᠠᠨ᠂ ᠲᠥᠷᠪᠡᠨ ᠪ ᠬᠤᠶᠠᠷ ᠡᠳᠦᠷ ᠠᠮᠧᠷᠢᠺᠠ ‍ᠥᠨ ᠨᠢᠭᠡᠳᠦᠭᠰᠡᠨ ᠤᠯᠥᠰ ᠲᠥ ᠰᠠᠭᠤᠷᠢᠰᠢᠨ ᠰᠠᠭᠤᠭ᠎ᠠ ᠪᠤᠷᠵᠢᠬᠢᠨ ᠴᠡᠩᠭᠡᠯᠳᠦ ᠠᠪᠥᠭᠠᠢ ᠬᠠᠳᠦᠬᠲᠠᠢ ᠮᠤᠨᠢᠺᠠ ᠪᠤᠯᠤᠨ ᠬᠠᠢᠢᠷᠠᠳᠦ ᠥᠬᠢᠨ ᠪᠢᠯᠢᠢᠡ᠋᠂ ᠤᠪᠢᠷᠢᠨ ᠶᠡᠬᠡ ᠰᠤᠷᠭᠠᠭᠤᠯᠢ ᠶᠢᠨ ᠫᠧᠷᠤᠹᠸᠰᠰᠥᠷ ᠪᠠᠢᠢᠭᠠᠯ ᠪᠠᠭᠰᠢ ᠲᠠᠢ ᠬᠠᠮᠳᠦ ᠨᠢᠢᠭᠠᠲ᠋ᠠ ᠮᠤᠵᠢ ᠶᠢᠨ ᠺᠠᠰᠢᠸᠠᠽᠠᠻᠢ ᠬᠤᠳᠡᠨ ᠳᠤ ᠮᠤᠷᠢᠯᠠᠨ ᠰᠠᠭᠠᠳᠡᠪᠡ᠃ ᠴᠡᠩᠭᠡᠯᠳᠦ ᠠᠪᠥᠭᠠᠢ ᠮᠤᠷᠢᠯᠠᠨ ᠰᠠᠭᠠᠳᠠᠬᠤ ᠳᠠᠭᠠᠨ ᠨᠢᠢᠭᠠᠲ᠋ᠠ ᠠᠵᠤ ᠠᠬᠤᠢᠢᠯᠠᠯ ᠤᠨ ᠶᠡᠬᠡ ᠰᠤᠷᠭᠠᠭᠤᠯᠢ ᠳᠤ 9000 ᠳ᠋ᠣᠯᠯᠠᠷ ᠤᠨ ᠬᠠᠨᠳᠢᠪ ᠡᠷᠬᠦᠭ᠍᠊ᠰᠡᠨ ᠶᠤᠮ᠃ ᠬᠠᠨᠳᠢᠪ ᠡᠷᠬᠦᠭ᠍᠊ᠰᠡᠨ ᠵᠤᠷᠢᠯ᠊ᠭ᠎ᠠ ᠨᠢ ᠦᠪᠦᠷ ᠮᠤᠩᠭᠤᠯ ᠨᠤᠳᠤᠭᠳᠠᠢ ᠲᠤᠰ ᠰᠤᠷᠭᠠᠭᠤᠯᠢ ᠳᠤ ᠰᠤᠷᠥᠯᠴᠠᠵᠤ ᠪᠠᠢᠭ᠎ᠠ᠂ ᠮᠤᠩᠭᠤᠯ ᠰᠤᠶᠥᠯ ᠳᠠᠭᠠᠨ ᠬᠠᠠᠢᠷᠠᠳᠠᠢ ᠮᠦᠷᠳᠡᠭᠡᠨ ᠮᠤᠩᠭᠤᠯ ᠰᠣᠶᠣᠯ ‍ᠥᠨ ᠬᠦᠭ᠍᠊ᠵᠢᠯ ᠤᠨ ᠲᠦᠯᠦᠭᠡ ᠮᠠᠬᠠᠷᠠᠨ ᠴᠢᠷᠮᠠᠢᠢᠬᠤ ᠵᠤᠷᠢᠯᠭ᠎ᠠ ᠲᠠᠢ ᠤᠶᠥᠳᠠᠳ ᠲᠥ᠂ ᠭᠤᠷᠪᠠᠨ ᠵᠢᠯ ᠲᠠᠷᠠᠭᠠᠯᠠᠨ ᠵᠢᠯ ᠪᠦᠷᠢ 3000 ᠳ᠋ᠣᠯᠯᠠᠷ ᠢ ᠱᠠᠩᠨᠠᠯ ‍ᠥᠨ ᠮᠦᠩᠭᠦ ᠪᠤᠯᠭᠠᠨ ᠭᠠᠷᠳᠠᠭᠤᠯᠬᠤ ᠵᠢ ᠬᠦᠰᠡᠭᠰᠡᠨ ᠶᠤᠮ᠃ ᠬᠠᠨᠳᠢᠪ ᠤᠨ ᠮᠦᠩᠭᠦ ᠵᠢ ᠨᠢᠢᠭᠠᠲ᠋ᠠ ᠠᠵᠤ ᠠᠬᠤᠢᠢᠯᠠᠯ ᠤᠨ ᠶᠡᠬᠡ ᠰᠤᠷᠭᠠᠭᠤᠯᠢ ᠶᠢᠨ ᠲᠡᠳ᠋ ᠵᠠᠬᠢᠷᠤᠯ ᠬᠢᠷᠤᠺᠠᠸᠠ ᠲᠤᠰᠢᠥ ᠪᠠᠭᠰᠢ ᠭᠠᠷᠳᠠᠨ ᠠᠪᠴᠦ᠂ ᠡᠨᠡ ᠵᠢᠯ ‍ᠥᠨ ᠰᠤᠨᠭᠭᠤᠭᠳᠠᠭᠰᠠᠨ ᠵᠢᠷᠭᠤᠭᠠᠨ ᠤᠶᠥᠲᠠᠨ ᠳᠤ ᠴᠡᠩᠭᠡᠯᠳᠦ ᠠᠪᠥᠭᠠᠢ ᠶᠢᠨ ᠬᠠᠳᠦᠬᠲᠠᠢ ᠡᠴᠨ ᠱᠠᠩᠨᠠᠯ ‍ᠥᠨ ᠮᠦᠩᠭᠦ ᠭᠠᠷᠳᠠᠭᠤᠯᠬᠤ ᠶᠤᠰᠥᠯᠠᠯ ᠵᠢ ᠬᠢᠭ᠍᠊ᠰᠡᠨ ᠪᠠᠢᠢᠨ᠎ᠠ᠃ ᠱᠠᠩᠨᠠᠯ ‍ᠥᠨ ᠮᠦᠩᠭᠦ ᠶᠢᠨ ᠨᠡᠷ᠎ᠠ ᠵᠢ ᠬᠠᠳᠦᠬᠲᠠᠢ ᠶᠢᠨ ᠡᠠᠪᠥ ᠶᠢᠨ ᠬᠢᠨᠢ ᠨᠡᠷ᠎ᠠ 《ᠬᠠᠷᠠᠴᠢᠨ ᠤᠷᠢᠶᠠᠩᠬᠠᠢ ᠲᠤᠷᠵᠢ ᠱᠠᠩᠨᠠᠯ ‍ᠥᠨ ᠮᠦᠩᠭᠦ 》ᠬᠡᠵᠦ ᠨᠡᠷᠡᠢᠳᠦᠪᠡ᠃    -------------- ᠨᠢᠭᠤᠷ ᠬᠠᠭᠤᠳᠠᠰᠤ --------------