ᠯᠢ ᠨᠢ ᠠ ᠰᠢᠨᠺᠠᠨᠰᠡᠨ ᠦ ᠬᠤᠷᠳᠤᠴᠠ ᠴᠠᠭ ᠪᠦᠷᠢ 500 ᠺᠢᠯᠣᠮᠧᠲ᠋ᠷ ᠲᠦ

    ᠥᠨᠥᠳᠦᠷ (2013᠂8᠂29)᠂ ᠶᠠᠫᠤᠨ ᠦ JR ᠲᠣᠣᠺᠠᠢ ᠲᠡᠮᠦᠷ ᠵᠠᠮ ᠤᠨ ᠺᠣᠮᠫᠠᠨᠢ᠂ ᠥᠨᠳᠦᠷ ᠬᠤᠷᠳᠤᠴᠠᠲᠤ ᠭᠠᠯᠲᠤ ᠲᠡᠷᠭᠡ ᠯᠢ ᠨᠢ ᠠ ᠰᠢᠨᠺᠠᠨᠰᠡᠨ ᠦ ᠲᠡᠮᠦᠷ ᠵᠠᠮ ᠤᠨ ᠱᠤᠭᠤᠮ ᠳᠡᠭᠡᠷ᠎ᠡ ᠳᠠᠪᠬᠢᠭᠤᠯᠬᠤ ᠲᠤᠷᠰᠢᠯᠲᠠ ᠢ ᠵᠢᠩᠬᠢᠨᠢ ᠪᠡᠷ ᠡᠬᠢᠯᠡᠭᠦᠯᠵᠡᠢ᠃ ᠲᠤᠷᠰᠢᠯᠲᠠ ᠳᠤ ᠬᠡᠷᠡᠭᠯᠡᠭᠰᠡᠨ LO ᠰᠢᠷᠢᠰ ᠤᠨ ᠥᠨᠳᠦᠷ ᠬᠤᠷᠳᠤᠴᠠᠲᠤ ᠭᠠᠯᠲᠤ ᠲᠡᠷᠭᠡᠨ ᠦ ᠬᠤᠷᠳᠤᠴᠠ ᠨᠢ ᠴᠠᠭ ᠪᠦᠷᠢ 500 ᠺᠢᠯᠣᠮᠧᠲ᠋ᠷ ᠲᠦ ᠬᠦᠷᠴᠦ᠂ ᠤᠤᠯ ᠤᠨ ᠥᠨᠳᠦᠷ ᠬᠤᠷᠳᠤᠴᠠᠲᠤ ᠭᠠᠯᠲᠤ ᠲᠡᠷᠭᠡᠨ ᠦ ᠬᠤᠷᠳᠤᠴᠠ ᠶᠢᠨ 2.3 ᠳᠠᠬᠢᠨ ᠳᠤ ᠬᠦᠷᠦᠭᠰᠡᠨ ᠪᠠᠶᠢᠨ᠎ᠠ᠃
    ᠯᠢ ᠨᠢ ᠠ ᠰᠢᠨᠺᠠᠨᠰᠡᠨ ᠢ 27 ᠣᠨ ᠳᠤ ᠲᠣᠣᠺᠢᠣ᠋ ᠪᠣᠯᠤᠨ ᠨᠠᠭᠣᠶᠠ ᠶᠢᠨ ᠬᠣᠭᠤᠷᠤᠨᠳᠤ ᠨᠡᠪᠲᠡᠷᠡᠭᠦᠯᠵᠦ᠂ 45 ᠣᠨ ᠳᠤ ᠲᠣᠣᠺᠢᠣ᠋ ᠡᠴᠡ ᠣᠣᠰᠠᠺᠠ ᠬᠦᠷᠲᠡᠯ᠎ᠡ ᠨᠡᠪᠲᠡᠷᠡᠭᠦᠯᠬᠦ ᠪᠡᠷ ᠲᠥᠯᠦᠪᠯᠡᠵᠦ ᠪᠠᠶᠢᠨ᠎ᠠ᠃ ᠨᠡᠪᠲᠡᠷᠡᠭᠰᠡᠨ ᠦ ᠳᠠᠷᠠᠭ᠎ᠠ᠂ ᠲᠣᠣᠺᠢᠣ᠋ ᠪᠣᠯᠤᠨ ᠨᠠᠭᠣᠶᠠ ᠶᠢᠨ ᠬᠣᠭᠤᠷᠤᠨᠳᠤ 40 ᠮᠢᠨᠦ᠋ᠲ᠂ ᠲᠣᠣᠺᠢᠣ᠋ ᠪᠣᠯᠤᠨ ᠣᠣᠰᠠᠺᠠ ᠶᠢᠨ ᠬᠣᠭᠤᠷᠤᠨᠳᠤ 67 ᠮᠢᠨᠦ᠋ᠲ ᠯᠠ ᠲᠠᠪᠬᠢᠬᠤ ᠪᠣᠯᠤᠨ᠎ᠠ᠃
    -------------- ᠨᠢᠭᠤᠷ ᠬᠠᠭᠤᠳᠠᠰᠤ --------------