ᠪᠥᠬᠡ ᠶᠢᠨ ᠠᠩᠭᠢ

   ᠮᠣᠩᠭᠤᠯ ᠰᠤᠷᠤᠭᠴᠢᠳ ᠤᠨ ᠳᠣᠲᠤᠭᠠᠳᠤ ᠶᠢᠨ ᠨᠢᠭᠲᠠᠷᠠᠯ ᠢ ᠴᠢᠩᠭᠠᠳᠬᠠᠨ᠂ ᠮᠣᠩᠭᠤᠯ ᠰᠣᠶᠣᠯ ᠶᠢᠡᠨ ᠤᠬᠠᠭᠤᠯᠬᠤ ᠶᠢᠨ ᠲᠥᠯᠦᠭᠡ 2002 ᠣᠨ ᠦ 1 ᠰᠠᠷ᠎ᠠ ᠶᠢᠨ 15 ᠳ᠋ᠤ᠂ ᠰᠤᠷᠭᠠᠭᠤᠯᠢ ᠶᠢᠨ ᠵᠥᠪᠰᠢᠶᠡᠷᠡᠯ ᠢ ᠣᠯᠵᠤ᠂ << ᠮᠣᠩᠭᠤᠯ ᠪᠥᠬᠡ ᠶᠢᠨ ᠺᠯᠦ᠋ᠪ >> ᠊ᠢ ᠵᠣᠬᠢᠶᠠᠨ ᠪᠠᠢᠢᠭᠤᠯᠵᠤ᠂ ᠬᠢᠷᠥᠺᠠᠸᠠ ᠪᠠᠭᠰᠢ ᠰᠤᠷᠭᠠᠭᠴᠢ ᠪᠣᠯᠪᠠ᠃ 2003 ᠣᠨ ᠦ 2 ᠰᠠᠷ᠎ᠠ ᠶᠢᠨ 6 ᠳ᠋ᠤ ᠳᠠᠬᠢᠨ << ᠮᠣᠩᠭᠤᠯ ᠪᠥᠬᠡ ᠶᠢᠨ ᠠᠩᠭᠢ >> ᠪᠣᠯᠭᠠᠨ ᠳᠡᠪᠰᠢᠭᠦᠯᠵᠦ᠂ ᠪᠠᠢᠢᠭᠠᠯᠢ ᠪᠠᠭᠰᠢ ᠰᠤᠷᠭᠠᠭᠴᠢ ᠪᠣᠯᠪᠠ᠃ ᠢᠩᠬᠢᠭᠡᠳ ᠮᠠᠨ ᠦ ᠮᠣᠩᠭᠤᠯ ᠪᠥᠬᠡ ᠶᠢᠨ ᠺᠯᠦ᠋ᠪ ᠨᠢ ᠶᠠᠫᠤᠨ ᠳᠤ ᠴᠣᠷᠢ ᠶᠢᠨ ᠭᠠᠭᠴᠠ ᠠᠯᠪᠠᠨ ᠶᠣᠰᠤᠭᠠᠷ ᠶᠢᠡᠷ ᠮᠡᠳᠡᠷᠡᠭᠳᠡᠭᠰᠡᠨ ᠮᠣᠩᠭᠤᠯ ᠪᠥᠬᠡ ᠶᠢᠨ ᠠᠩᠭᠢ ( 公 認 部 ) ᠪᠣᠯᠤᠨ ᠬᠥᠭᠵᠢᠪᠡ᠃
   ᠡᠨᠡᠬᠦ ᠬᠡᠳᠦᠨ ᠵᠢᠯ ᠤᠨ ᠲᠤᠷᠰᠢ᠂ ᠮᠠᠨ ᠦ ᠮᠣᠩᠭᠤᠯ ᠪᠥᠬᠡ ᠶᠢᠨ ᠠᠩᠭᠢ ᠨᠢ ᠵᠢᠯ ᠪᠦᠷᠢ ᠰᠤᠷᠭᠠᠭᠤᠯᠢ ᠶᠢᠨ ᠪᠠᠶᠠᠷ ᠲᠠᠬᠢᠯᠭ᠎ᠠ ᠳᠡᠭᠡᠷ᠎ᠡ ᠪᠠᠷᠢᠯᠳᠤᠳᠠᠭ ᠶᠢᠡᠷ ᠪᠠᠷᠠᠬᠤ ᠦᠭᠡᠢ ᠪᠥᠭᠡ ᠶᠢᠨ ᠠᠩᠭᠢ ᠡᠴᠡ ᠥᠪᠡᠷᠳᠡᠭᠡᠨ ᠵᠣᠬᠢᠶᠠᠨ ᠪᠠᠢᠢᠭᠤᠯᠤᠭᠰᠠᠨ ᠮᠥᠷᠥᠢᠢᠴᠡᠭᠡᠨ ᠢ ᠴᠤ ᠵᠢᠯ ᠪᠦᠷᠢ ᠶᠠᠪᠤᠭᠤᠯᠳᠠᠭ᠃ ᠡᠭᠦᠨ ᠡᠴᠡ ᠭᠠᠳᠠᠨ᠎ᠠ ᠲᠣᠣᠺᠢᠣ᠋᠂ ᠰᠡᠨᠳᠠᠢ᠂ ᠵᠢᠶᠣᠣ ᠡᠼᠢ ᠵᠡᠷᠭᠡ ᠭᠠᠵᠠᠷ ᠪᠣᠯᠤᠭᠰᠠᠨ ᠮᠣᠩᠭᠤᠯ ᠪᠥᠬᠡ ᠶᠢᠨ ᠨᠠᠢᠢᠷ ᠤᠳ ᠲᠤ ᠣᠷᠤᠯᠴᠠᠨ᠂ ᠰᠠᠢᠢᠨ ᠦᠨᠡᠯᠡᠯᠲᠡ ᠶᠢ ᠣᠯᠵᠤ ᠪᠠᠢᠢᠳᠠᠭ᠃

 

 ᠰᠤᠷᠭᠠᠭᠤᠯᠢ ᠶᠢᠨ ᠲᠠᠬᠢᠯᠭ᠎ᠠ ᠳᠤ

 ᠪᠤᠰᠤᠳ ᠭᠠᠵᠠᠷ ᠳᠡᠬᠢ ᠨᠠᠢᠢᠷ ᠲᠤ

 ᠰᠤᠷᠭᠠᠭᠤᠯᠢ ᠶᠢᠨ ᠨᠠᠢᠢᠷ ᠲᠤ

 ᠰᠤᠷᠭᠠᠭᠴᠢ ᠵᠢᠴᠢ ᠳᠠᠷᠤᠭ᠎ᠠ

 ᠨᠢᠭᠤᠷ ᠬᠠᠭᠤᠳᠠᠰᠤ