ᠨᠢᠢᠭᠠᠲ᠋ᠠ ᠳᠤ ᠮᠣᠩᠭᠤᠯ ᠪᠥᠬᠡ ᠶᠢᠨ ᠨᠠᠢ᠌ᠷ ᠬᠢᠪᠡ

    2012 ᠣᠨ ᠪ 11 ᠰᠠᠷ᠎ᠠ ᠶᠢᠨ 4 ᠤ᠋ ᠡᠳᠦᠷ᠂ ᠨᠢᠢᠭᠠᠲ᠋ᠠ ᠠᠵᠤ ᠠᠬᠤᠢ᠌ᠯᠠᠯ ᠤᠨ ᠶᠡᠬᠡ ᠰᠤᠷᠭᠠᠭᠤᠯᠢ ᠳᠤ᠂ ᠮᠣᠩᠭᠤᠯ ᠪᠥᠬᠡ ᠶᠢᠨ ᠨᠠᠢ᠌ᠷ ᠬᠢᠪᠡ᠃ ᠨᠠᠢ᠌ᠷ ᠲᠤ᠂ ᠲᠣᠣᠺᠢᠣ᠋ ᠬᠣᠲᠠ᠂ ᠰᠡᠨᠳᠠᠢ ᠬᠣᠲᠠ ᠪᠣᠯᠤᠨ ᠨᠢᠢᠭᠠᠲ᠋ᠠ ᠮᠤᠵᠢ ᠶᠢᠨ ᠡᠯ᠎ᠡ ᠭᠠᠵᠠᠷ ᠣᠷᠤᠨ ᠡᠴᠡ ᠮᠣᠩᠭᠤᠯᠴᠤᠳ ᠴᠤᠭᠯᠠᠷᠠᠨ ᠢᠷᠡᠭᠰᠡᠨ ᠪᠦᠭᠡᠳ᠂ ᠮᠣᠩᠭᠤᠯ ᠤᠯᠤᠰ ᠡᠴᠡ ᠶᠠᠫᠤᠨ ᠳᠤ ᠠᠵᠢᠯ ᠶᠢᠡᠷ ᠢᠷᠡᠭᠰᠡᠨ ᠠᠬᠠᠨ ᠲᠡᠭᠦᠨᠠᠡᠷ ᠴᠤ ᠨᠠᠢ᠌ᠷ ᠲᠤ ᠬᠥᠭ ᠨᠡᠮᠡᠭᠰᠡᠨ ᠪᠢᠯᠡ᠃ ᠨᠡᠢ᠌ᠲᠡ 64 ᠪᠥᠬᠡ ᠲᠠᠯᠪᠢᠨ᠂ ᠪᠥᠬᠡᠴᠦᠳ ᠮᠠᠨᠢ ᠤᠷ᠎ᠠ ᠴᠢᠲᠠᠯ᠂ ᠤᠷᠠᠨ ᠪᠠᠷᠢᠯᠳᠤᠭᠠᠨ ᠶᠢᠡᠨ ᠦᠵᠡᠭᠴᠢ ᠣᠯᠠᠨ ᠳᠠᠭᠠᠨ ᠰᠣᠨᠢᠷᠬᠠᠭᠤᠯᠤᠭᠰᠠᠨ ᠪᠠᠢ᠌ᠨ᠎ᠠ᠃ ᠲᠣᠣᠺᠢᠣ᠋ ᠬᠣᠲᠠ ᠡᠴᠡ ᠢᠷᠡᠭᠰᠡᠨ ᠪᠥᠬᠡ ᠶᠢᠨ ᠺᠯᠦ᠋ᠪ ᠤᠨ ᠴᠡᠩᠭᠡᠯ ᠮᠠᠩᠯᠠᠢ᠌ᠯᠠᠵᠤ᠂ ᠨᠠᠷᠠᠨᠲᠤᠩᠭᠠᠯᠠᠭ ᠳᠡᠳ᠋ᠯᠡᠪᠡ᠃ ᠨᠢᠢᠭᠠᠲ᠋ᠠ ᠠᠵᠤ ᠠᠬᠤᠢ᠌ᠯᠠᠯ ᠤᠨ ᠶᠡᠬᠡ ᠰᠤᠷᠭᠠᠭᠤᠯᠢ ᠶᠢᠨ ᠪᠠᠲᠤᠵᠢᠪᠬᠤᠯᠠᠩ ᠭᠤᠳᠠᠭᠠᠷ ᠲᠤ᠂ ᠰᠡᠨᠳᠠᠢ ᠬᠣᠲᠠ ᠡᠴᠡ ᠢᠷᠡᠭᠰᠡᠨ ᠵᠢᠷᠠᠨᠳᠣᠯᠤᠭ᠎ᠠ ᠳᠥᠳᠦᠭᠡᠷ ᠲᠤ ᠣᠷᠤᠵᠤ᠂ ᠲᠡᠷᠢᠭᠦᠨ ᠨᠠᠢᠮᠠᠨ ᠪᠥᠬᠡ ᠳᠤ ᠱᠠᠩᠨᠠᠯ ᠬᠦᠷᠲᠡᠭᠡᠪᠡ᠃

















    -------------- ᠨᠢᠭᠤᠷ ᠬᠠᠭᠤᠳᠠᠰᠤ --------------