ᠨᠠ᠊᠂ ᠰᠠᠢᠢᠨᠴᠤᠭᠳᠤ ᠢᠢᠨ ᠮᠡᠨᠳᠤᠯᠡᠭᠰᠡᠨ ᠵᠠᠭᠤᠨ ᠵᠢᠯ ᠤᠨ ᠤᠢ ᠵᠢ ᠲᠤᠷᠠᠰᠬᠠᠬᠤ ᠤᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ  ᠪᠡᠭᠡᠵᠢᠨᠭ᠌ ᠬᠤᠳᠠᠨ ᠳᠤ ᠶᠠᠪᠤᠭᠳᠠᠪᠠ

    ᠶᠡᠭᠡ ᠪᠢᠴᠢᠭ᠌ ᠤᠨ ᠬᠦᠮᠦᠨ ᠨᠠ᠊᠂ᠰᠠᠢᠢᠨᠴᠤᠭᠳᠤ ᠢᠢᠨ ᠮᠡᠨᠳᠤᠯᠡᠭᠰᠡᠨ ᠵᠠᠭᠤᠨ ᠵᠢᠯ ᠤᠨ ᠤᠢ ᠵᠢ ᠲᠤᠷᠠᠰᠬᠠᠬᠤ 《 ᠨᠠ᠊᠂ ᠰᠠᠢᠢᠨᠴᠤᠭᠳᠤ ᠬᠢᠭᠡᠳ ᠥᠪᠥᠷ ᠮᠣᠩᠭᠣᠯ ᠤᠨ ᠤᠷᠴᠢᠨ ᠦᠶ᠎ᠠ ᠢᠢᠨ ᠰᠤᠶᠤᠯ 》 ᠬᠡᠬᠦ ᠤᠯᠠᠨ ᠤᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ 2014 ᠤᠨ ᠤ 4 ᠰᠠᠷ᠎ᠠ ᠢᠢᠨ 26 ᠤ ᠦᠳᠡ ᠢᠢᠨ ᠡ᠊ᠮᠦᠨ᠎ᠠ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠢᠢᠨ ᠤᠯᠤᠰ  ᠤᠨ ᠲᠡᠭᠡᠳᠤ ᠡᠷᠳᠡᠮ ᠤᠨ ᠰᠤᠷᠭᠠᠭᠤᠯᠢ ᠳᠤ ᠶᠠᠪᠤᠭᠳᠠᠪᠠ᠃ ᠡ᠊ᠨᠡᠬᠦ ᠬᠤᠷᠠᠯ ᠢ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠢᠢᠨ ᠤᠯᠤᠰ ᠤᠨ ᠲᠡᠭᠡᠳᠤ ᠰᠤᠷᠭᠠᠭᠤᠯᠢ ᠢᠢᠨ ᠪᠠᠷᠠᠭᠤᠨ ᠬᠢᠵᠠᠭᠠᠷ ᠤᠨ ᠲᠡᠤᠭᠡ ᠬᠡᠯᠡ ᠰᠤᠳᠤᠯᠤᠯ ᠤᠨ ᠭᠠᠵᠠᠷ ᠡᠴᠡ ᠭᠤᠤᠯᠯᠠᠨ ᠡᠷᠬᠢᠯᠡᠵᠦ᠂ ᠥᠪᠥᠷ ᠮᠣᠩᠭᠣᠯ ᠤᠨ ᠨᠡᠢᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠨᠭ᠌ ᠤᠨ ᠤᠳᠬ᠎ᠠ ᠵᠤᠬᠢᠶᠠᠯ ᠰᠤᠳᠤᠯᠬᠤ ᠭᠠᠵᠠᠷ ᠪᠤᠯᠤᠨ ᠥᠪᠥᠷ ᠮᠣᠩᠭᠣᠯ ᠤᠨ ᠰᠢᠯᠢ ᠢᠢᠨ ᠭᠤᠤᠯ ᠠᠢᠢᠮᠠᠭ ᠤᠨ ᠰᠢᠯᠤᠭᠤᠨ ᠬᠦᠭᠡ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠡᠴᠡ ᠬᠠᠪᠰᠤᠷᠠᠨ ᠡᠷᠬᠢᠯᠡᠭᠰᠡᠨ ᠪᠠᠢᠢᠨ᠎ᠠ᠃
    26 ᠤ ᠦᠳᠡ ᠢᠢᠨ ᠡ᠊ᠮᠦᠨᠡᠬᠢ ᠡᠬᠢᠯᠡᠯᠳᠡ ᠢᠢᠨ ᠶᠤᠰᠤᠯᠠᠯ ᠢ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠢᠢᠨ ᠤᠯᠤᠰ ᠤᠨ ᠡᠷᠳᠡᠮ ᠤᠨ ᠲᠡᠭᠡᠳᠤ ᠰᠤᠷᠭᠠᠭᠤᠯᠢ ᠢᠢᠨ ᠫᠷᠤᠹᠸᠰᠰᠤᠷ ᠤᠶᠤᠨᠪᠢᠯᠢᠭ᠌ ᠡᠷᠬᠢᠯᠡᠵᠦ᠂ ᠲᠤᠰ ᠲᠡᠭᠡᠳᠤ ᠰᠤᠷᠭᠠᠭᠤᠯᠢ ᠢᠢᠨ ᠲᠡᠳ᠋ ᠵᠠᠬᠢᠷᠤᠯ ᠱᠸᠠ ᠸᠸᠢ ᠷᠥᠨᠭ᠌ ᠫᠷᠤᠹᠸᠰᠰᠤᠷ᠂ ᠶᠠᠫᠥᠨ ᠤ ᠲᠤᠤᠺᠢᠤ᠋ ᠭᠠᠳᠠᠭᠠᠳᠤ ᠬᠡᠯᠡᠨ ᠤ ᠶᠡᠭᠡ ᠰᠤᠷᠭᠠᠭᠤᠯᠢ ᠢᠢᠨ ᠹᠦᠲ᠋ᠠᠺᠢ ᠾᠢᠷᠤᠰᠢ ᠫᠷᠤᠹᠸᠰᠰᠤᠷ᠂ ᠮᠤᠩᠭᠣᠯ ᠤᠯᠤᠰ ᠤᠨ ᠤᠯᠠᠮᠵᠢᠯᠠᠯᠳᠤ ᠰᠢᠨᠵᠢᠯᠡᠬᠦ ᠤᠬᠠᠭᠠᠨ ᠤ ᠬᠦᠷᠢᠶᠡᠯᠡᠨᠭ᠌ ᠤᠨ ᠵᠠᠬᠢᠷᠤᠯ ᠲᠠᠰᠢᠨᠢᠮ᠎ᠠ ᠫᠷᠤᠹᠸᠰᠰᠤᠷ᠂ ᠥᠪᠥᠷ ᠮᠣᠩᠭᠣᠯ ᠤᠨ ᠶᠡᠭᠡ ᠰᠤᠷᠭᠠᠭᠤᠯᠢ ᠢᠢᠨ ᠮᠣᠩᠭᠣᠯ ᠰᠤᠳᠤᠯᠤᠯ ᠤᠨ ᠲᠡᠭᠡᠳᠤ ᠰᠤᠷᠭᠠᠭᠤᠯᠢ ᠢᠢᠨ ᠵᠠᠬᠢᠷᠤᠯ ᠪᠠᠶᠠᠷᠮᠡᠨᠳᠤ᠂ ᠥᠪᠥᠷ ᠮᠣᠩᠭᠣᠯ ᠤᠨ ᠰᠢᠯᠢ ᠢᠢᠨ ᠭᠤᠤᠯ ᠠᠢᠢᠮᠠᠭ ᠤᠨ ᠰᠢᠯᠤᠭᠤᠨ ᠬᠦᠭᠡ ᠬᠤᠰᠢᠭᠤᠨ ᠤ ᠲᠡᠳ᠋ ᠬᠤᠰᠢᠭᠤ ᠲᠠᠷᠤᠭ᠎ᠠ ᠴᠢ ᠱᠢ ᠪᠠ ᠨᠠᠷ ᠡᠴᠡ ᠪᠠᠶᠠᠷ ᠤᠨ ᠦᠭᠡ ᠶᠠᠷᠢᠪᠠ᠃ ᠡᠷᠳᠡᠮ ᠰᠢᠨᠵᠢᠯᠡᠭᠡᠨ ᠤ ᠬᠤᠷᠠᠯ ᠢ ᠲᠥᠪ ᠤᠨ ᠥᠨᠳᠤᠰᠤᠳᠡᠨ ᠤ ᠶᠡᠭᠡ ᠰᠤᠷᠭᠠᠭᠤᠯᠢ ᠢᠢᠨ ᠮᠣᠩᠭᠣᠯ ᠬᠡᠯᠡ ᠤᠳᠬ᠎ᠠ ᠵᠤᠬᠢᠶᠡᠯ ᠤᠨ ᠰᠠᠯᠪᠤᠷᠢ ᠢᠢᠨ ᠫᠷᠤᠹᠸᠰᠰᠤᠷ᠂ ᠵᠤᠬᠢᠶᠠᠯᠴᠢ ᠮᠢᠩᠭᠠᠳ᠂ ᠡᠷᠳᠡᠮᠳᠤ ᠬᠥᠳᠤᠯᠵᠦ᠂ ᠡᠯ᠎ᠠ ᠤᠯᠤᠰ ᠤᠨ ᠲᠥᠯᠥᠭᠡᠯᠡᠭᠴᠢ ᠡᠴᠡ ᠡᠷᠳᠡᠮ ᠰᠢᠨᠵᠢᠯᠡᠭᠡᠨ ᠤ ᠦᠭᠦᠯᠡᠯ ᠢᠶᠡᠨ ᠲᠡᠪᠰᠢᠭᠦᠯᠪᠡ᠃
    27᠎᠎ ᠤ ᠡᠳᠦᠷ ᠡᠴᠡ ᠶᠡᠭᠡ ᠪᠢᠴᠢᠭ᠌ ᠤᠨ ᠬᠦᠮᠦᠨ ᠨᠠ᠊᠂ ᠰᠠᠢᠢᠨᠴᠤᠭᠳᠤ ᠢᠢᠨ ᠲᠥᠷᠥᠭᠰᠡᠨ ᠨᠤᠳᠤᠭ ᠰᠢᠯᠤᠭᠤᠨ ᠬᠥᠭᠡ ᠬᠤᠰᠢᠭᠤᠨ ᠳᠤ ᠭᠦᠷᠴᠦ ᠪᠠᠢᠢᠴᠠᠭᠠᠨ ᠰᠢᠨᠵᠢᠯᠡᠯᠳᠡ ᠬᠢᠪᠠ ᠃
                                 ( ᠢᠷᠡᠯᠳᠡ᠂ mongol.cntv.cn)


    -------------- ᠨᠢᠭᠤᠷ ᠬᠠᠭᠤᠳᠠᠰᠤ --------------