ᠮᠠᠶᠢᠺᠷᠣᠰᠣᠹᠲ ᠨᠣᠺᠢᠶᠠ ᠶᠢᠨ ᠭᠠᠷ ᠤᠲᠠᠰᠤᠨ ᠦ ᠦᠢᠯᠡᠰ ᠢ ᠬᠤᠳᠠᠯᠳᠤᠨ ᠠᠪᠬᠤ ᠭᠡᠵᠦ ᠪᠣᠢ

    ᠠᠮᠧᠷᠢᠺᠠ ᠶᠢᠨ ᠮᠠᠶᠢᠺᠷᠣᠰᠣᠹᠲ ᠺᠣᠮᠫᠠᠨᠢ 9 ᠰᠠᠷᠠᠶᠢᠨ 2 ᠲᠦ (2013 ᠣᠨ)᠂ ᠳᠡᠯᠡᠬᠡᠢ ᠶᠢᠨ ᠭᠠᠷ ᠤᠲᠠᠰᠤᠨ ᠦ ᠲᠣᠮᠤ ᠺᠣᠮᠫᠠᠨᠢ ᠶᠢᠨ ᠨᠢᠭᠡ ᠪᠣᠯᠬᠤ ᠹᠢᠨᠯᠠᠨᠳ᠋ ᠤᠯᠤᠰ ᠤᠨ ᠨᠣᠺᠢᠶᠠ (NOKIA) ᠺᠣᠮᠫᠠᠨᠢ ᠡᠴᠡ ᠭᠠᠷ ᠤᠲᠠᠰᠤᠨ ᠦ ᠦᠢᠯᠡᠰ ᠢ ᠨᠢ 54 ᠳ᠋ᠦᠩᠰᠢᠭᠤᠷ 4 ᠮᠢᠩᠭᠠᠨ ᠲᠦᠮᠡᠨ ᠡᠧᠦᠷᠦᠫᠠ ᠵᠣᠭᠤᠰ ᠶᠢᠡᠷ ᠬᠤᠳᠠᠯᠳᠤᠨ ᠠᠪᠬᠤ ᠪᠡᠷ ᠪᠠᠶᠢᠭ᠎ᠠ ᠪᠠᠨ ᠢᠯᠡᠷᠬᠡᠶᠢᠯᠡᠪᠡ᠃
    ᠮᠠᠶᠢᠺᠷᠣᠰᠣᠹᠲ ᠺᠣᠮᠫᠠᠨᠢ ᠪᠣᠯ ᠥᠪᠡᠷᠲᠡᠭᠡᠨ ᠦᠢᠯᠡᠳᠦᠭᠰᠡᠨ ᠤᠬᠠᠭᠠᠯᠢᠭ ᠭᠠᠷ ᠤᠲᠠᠰᠤᠨ ᠦ OS (ᠦᠢᠯᠡᠳᠦᠯ ᠤᠨ ᠰᠢᠰᠲ᠋ᠧᠮ) ᠪᠣᠯᠬᠤ << Windows Phone >> ᠵᠢ ᠲᠥᠭᠡᠮᠡᠯᠵᠢᠭᠦᠯᠬᠦ ᠪᠡᠷ ᠬᠦᠴᠦ ᠪᠠᠨ ᠭᠠᠷᠭᠠᠵᠦ ᠪᠠᠶᠢᠨ᠎ᠠ᠃ ᠨᠣᠺᠢᠶᠠ ᠡᠴᠡ ᠭᠠᠷ ᠤᠲᠠᠰᠤᠨ ᠦ ᠦᠢᠯᠡᠰ ᠢ ᠨᠢ ᠬᠤᠳᠠᠯᠳᠤᠨ ᠠᠪᠤᠭᠠᠳ᠂ ᠤᠬᠠᠭᠠᠯᠢᠭ ᠭᠠᠷ ᠤᠲᠠᠰᠤᠨ ᠦ ᠵᠠᠬ᠎ᠠ ᠳᠡᠯᠭᠡᠭᠦᠷ ᠤᠨ ᠭᠣᠣᠯ ᠪᠠᠶᠢᠷᠢ ᠶᠢ ᠡᠵᠡᠯᠡᠵᠦ ᠪᠠᠶᠢᠭ᠎ᠠ ᠭᠤᠤᠭᠤᠯ ᠪᠣᠯᠤᠨ ᠠᠯᠮᠠᠷᠠᠳ ᠺᠣᠮᠫᠠᠨᠢ ᠨᠤᠭᠤᠳ ᠲᠠᠢ ᠥᠷᠢᠰᠦᠯᠳᠦᠬᠦ ᠭᠡᠵᠦ ᠪᠠᠶᠢᠭ᠎ᠠ ᠶᠤᠮ ᠪᠠᠶᠢᠨ᠎ᠠ᠃
    ᠠᠮᠧᠷᠢᠺᠠ ᠶᠢᠨ ᠰᠤᠳᠤᠯᠤᠨ ᠪᠠᠶᠢᠴᠠᠭᠠᠬᠤ ᠺᠣᠮᠫᠠᠨᠢ IDC ᠵᠢᠨ ᠰᠤᠳᠤᠯᠭ᠎ᠠ ᠶᠢ ᠦᠨᠳᠦᠰᠦᠯᠡᠪᠡᠯ᠂ 2013 ᠣᠨ ᠦ 4 - 6 ᠳ᠋ᠤᠭᠠᠷ ᠰᠠᠷᠠᠶᠢᠨ ᠬᠤᠭᠤᠴᠠᠭᠠᠨ ᠳᠡᠬᠢ ᠤᠬᠠᠭᠠᠯᠢᠭ ᠭᠠᠷ ᠤᠲᠠᠰᠤᠨ ᠦ OS ᠤ᠋ᠳ ᠤᠨ ᠳᠡᠯᠡᠬᠡᠢ ᠳᠡᠬᠢ ᠡᠵᠡᠯᠡᠬᠦ ᠬᠣᠪᠢ ᠨᠢ᠂ ᠠᠮᠧᠷᠢᠺᠠ ᠶᠢᠨ ᠭᠤᠤᠭᠤᠯ ᠤᠨ ᠦᠢᠯᠡᠳᠦᠭᠰᠡᠨ ᠠᠨᠳᠣᠷᠣᠶᠢᠳ᠋ 79.3%᠂ ᠠᠯᠮᠠᠷᠠᠳ ᠺᠣᠮᠫᠠᠨᠢ ᠶᠢᠨ iOS ᠨᠢ 13.2% ᠪᠠᠶᠢᠵᠤ᠂ ᠮᠠᠶᠢᠺᠷᠣᠰᠣᠹᠲ ᠤᠨ ᠸᠢᠨᠳᠦ᠋ᠰ ᠹᠣᠨ ᠪᠣᠯ ᠰᠠᠶᠢ 3.7% ᠵᠢ ᠯᠠ ᠡᠵᠡᠯᠡᠵᠦ ᠪᠠᠶᠢᠨ᠎ᠠ᠃




    -------------- ᠨᠢᠭᠤᠷ ᠬᠠᠭᠤᠳᠠᠰᠤ --------------