Windows XP ᠰᠢᠰᠲ᠋ᠧᠮ ᠤᠨ ᠦᠢᠯᠡᠴᠢᠯᠡᠭᠡ ᠨᠢ ᠤᠳᠠᠬᠤ ᠦᠭᠡᠢ ᠳᠠᠭᠤᠰᠬᠤ ᠭᠡᠵᠦ ᠪᠠᠶᠢᠨ᠎ᠠ

    ᠮᠠᠶᠢᠺᠷᠥᠰᠣᠹᠲ ᠺᠣᠮᠫᠠᠨᠢ 2014 ᠣᠨ ᠦ 4 ᠰᠠᠷᠠᠶᠢᠨ 9 ᠤ᠋ ᠡᠳᠦᠷ ᠡᠴᠡ ᠡᠬᠢᠯᠡᠨ Windows XP ᠦᠢᠯᠡᠳᠦᠯ ᠤᠨ ᠰᠢᠰᠲ᠋ᠧᠮ ᠤᠨ ᠮᠡᠷᠭᠡᠵᠢᠯ ᠤᠨ ᠬᠠᠩᠭᠠᠯᠲᠠ ᠪᠠ ᠦᠢᠯᠡᠴᠢᠯᠡᠭᠡ ᠪᠠᠨ ᠵᠣᠭᠰᠤᠭᠠᠬᠤ ᠪᠣᠯᠤᠨ᠎ᠠ᠃ ᠭᠡᠪᠡᠴᠦ᠂ 2014 ᠣᠨ ᠦ 4 ᠰᠠᠷᠠᠶᠢᠨ 9 ᠤ᠋ ᠡᠳᠦᠷ ᠡᠴᠡ ᠬᠣᠶᠢᠰᠢ᠂ ᠬᠡᠷᠡᠭᠯᠡᠭᠴᠢᠳ ᠮᠥᠨ Windows XP ᠦᠢᠯᠡᠳᠦᠯ ᠤᠨ ᠰᠢᠰᠲ᠋ᠧᠮ ᠢ ᠬᠡᠷᠡᠭᠯᠡᠵᠦ ᠪᠣᠯᠬᠤ ᠪᠣᠯᠪᠠᠴᠤ ᠰᠢᠨᠡᠴᠢᠯᠡᠯᠲᠡ ᠬᠢᠵᠦ ᠳᠡᠶᠢᠯᠬᠦ ᠦᠭᠡᠢ᠃ ᠦᠢᠯᠡᠴᠢᠯᠡᠭᠡ ᠵᠣᠭᠰᠤᠭᠰᠠᠨ ᠦ ᠳᠠᠷᠠᠭ᠎ᠠ᠂ ᠦᠢᠯᠡᠳᠦᠯ ᠤᠨ ᠰᠢᠰᠲ᠋ᠧᠮ ᠢ ᠰᠢᠨᠡᠳᠬᠡᠬᠦ ᠪᠤᠶᠤ ᠥ ᠰᠡᠪ ᠢ ᠨᠥᠬᠦᠷᠢᠯᠡᠬᠦ ᠬᠠᠮᠤᠭ ᠤᠨ ᠰᠢᠨ᠎ᠡ ᠫᠷᠦᠭᠷᠠᠮ ᠢ ᠬᠠᠩᠭᠠᠬᠤ ᠦᠭᠡᠢ ᠤᠴᠢᠷ ᠡᠴᠡ᠂ Windows XP ᠦᠢᠯᠡᠳᠦᠯ ᠤᠨ ᠰᠢᠰᠲ᠋ᠧᠮ ᠲᠠᠢ ᠺᠣᠮᠫᠢᠦᠲ᠋ᠧᠷ ᠨᠢ ᠠᠮᠠᠷᠬᠠᠨ ᠬᠠᠺᠧᠷ ᠤᠨ ᠳᠠᠭᠠᠷᠢᠯᠲᠠ ᠳᠤ ᠤᠴᠢᠷᠠᠬᠤ ᠪᠤᠶᠤ ᠸᠢᠷᠦ᠋ᠰ ᠲᠦ ᠨᠡᠷᠪᠡᠭᠳᠡᠬᠦ ᠮᠡᠲᠦ ᠶᠢᠨ ᠠᠶᠤᠯᠲᠠᠢ ᠠᠰᠠᠭᠤᠳᠠᠯ ᠳᠤ ᠲᠤᠯᠭᠠᠷᠠᠬᠤ ᠪᠣᠯᠤᠮᠵᠢ ᠮᠠᠰᠢ ᠶᠡᠬᠡ ᠪᠣᠯᠤᠨ᠎ᠠ᠃
    ᠮᠡᠳᠡᠭᠡ ᠵᠠᠩᠭᠢ ᠶᠢᠨ ᠠᠶᠤᠯᠭᠦᠢ ᠪᠠᠶᠢᠳᠠᠯ ᠢ ᠪᠠᠲᠤᠯᠠᠵᠤ᠂ ᠡᠳᠦᠷ ᠲᠣᠳᠤᠮ ᠤᠨ ᠠᠮᠢᠳᠤᠷᠠᠯ ᠪᠠ ᠠᠵᠢᠯ ᠤᠨ ᠳᠤᠮᠳᠠ ᠪᠠᠨ ᠺᠣᠮᠫᠢᠦᠲ᠋ᠧᠷ ᠶᠢᠡᠨ ᠰᠠᠭᠠᠳ ᠦᠭᠡᠢ ᠰᠠᠶᠢᠬᠠᠨ ᠠᠰᠢᠭᠯᠠᠬᠤ ᠶᠢᠨ ᠲᠤᠯᠠᠳᠠ᠂ Windows XP ᠦᠢᠯᠡᠳᠦᠯ ᠤᠨ ᠰᠢᠰᠲ᠋ᠧᠮ ᠢ ᠬᠡᠷᠡᠭᠯᠡᠵᠦ ᠪᠠᠢᠭ᠎ᠠ ᠬᠡᠷᠡᠭᠯᠡᠭᠴᠢᠳ ᠰᠢᠨ᠎ᠡ ᠦᠢᠯᠡᠳᠦᠯ ᠤᠨ ᠰᠢᠰᠲ᠋ᠧᠮ ᠤᠳ ᠲᠠᠢ ᠳᠠᠰᠤᠯᠴᠠᠬᠤ ᠱᠠᠭᠠᠷᠳᠠᠯᠭ᠎ᠠ ᠲᠠᠢ ᠪᠣᠯᠵᠤ ᠪᠠᠶᠢᠨ᠎ᠠ᠃




    -------------- ᠨᠢᠭᠤᠷ ᠬᠠᠭᠤᠳᠠᠰᠤ --------------