ᠭᠠᠰᠢᠭᠤᠳᠠᠯ ᠤᠨ ᠬᠤᠷᠠᠯ ᠢ ᠬᠢᠪᠡ

    7 ᠰᠠᠷᠠᠢᠢᠨ 31 ᠦ᠌ ᠡᠳᠦᠷ ᠤᠨ ᠦᠳᠡ ᠶᠢᠨ ᠡᠮᠦᠨ᠎ᠡ ᠶᠢᠨ ᠶᠢᠰᠦᠨ ᠴᠠᠭ ᠡᠴᠡ ᠺᠠᠱ᠋ᠢᠸᠠᠽᠠᠺᠢ ᠬᠣᠲᠠ ᠶᠢᠨ ᠬᠠᠺᠦᠽᠧᠨᠱ᠋ᠢᠶᠠ (柏善社) ᠭᠠᠰᠢᠭᠤᠳᠠᠯ ᠤᠨ ᠭᠠᠵᠠᠷ ᠲᠤ ᠣᠶᠤᠲᠠᠨ ᠰᠠᠨᠰᠠᠷ ᠤᠨ ᠭᠠᠰᠢᠭᠤᠳᠠᠯ ᠤᠨ ᠬᠤᠷᠠᠯ ᠢ ᠬᠢᠪᠡ᠃
    ᠬᠤᠷᠠᠯ ᠳᠤ ᠮᠠᠨ ᠦ ᠰᠤᠷᠭᠠᠭᠤᠯᠢ ᠢᠢᠨ ᠵᠠᠬᠢᠷᠤᠯ᠂ ᠠᠵᠦ ᠠᠬᠤᠢ ᠢᠢᠨ ᠰᠠᠯᠪᠤᠷᠢ ᠢᠢᠨ ᠲᠠᠷᠣᠭ᠎ᠠ᠂ ᠡᠷᠬᠢᠯᠡᠭᠴᠢ ᠪᠠᠭᠰᠢ᠂ ᠠᠵᠢᠯ ᠶᠠᠪᠤᠳᠠᠯ ᠤᠨ ᠲᠠᠷᠤᠭ᠎ᠠ ᠪᠤᠯᠤᠨ ᠰᠤᠷᠭᠠᠭᠤᠯᠢ ᠢᠢᠨ ᠬᠠᠮᠢᠶ᠎ᠠ ᠪᠦᠬᠦᠢ ᠭᠦᠮᠦᠰ᠂ ᠨᠠᠢᠢᠵᠠ ᠨᠦᠭᠦᠳ ᠨᠠᠷ ᠨᠢ ᠴᠤᠭᠯᠠᠷᠠᠪᠠ᠃ ᠬᠤᠷᠠᠯ ᠤᠨ ᠡᠬᠢᠨ ᠳᠤ ᠰᠤᠷᠭᠠᠭᠤᠯᠢ ᠢᠢᠨ ᠵᠠᠬᠢᠷᠥᠯ ᠡᠴᠡ ᠭᠠᠰᠢᠭᠤᠳᠠᠯ ᠤᠨ ᠦᠬᠡ ᠶᠠᠷᠢᠵᠦ᠂ ᠠᠵᠢᠯᠳᠠᠨ ᠯᠠᠮ᠎ᠠ ᠡᠴᠡ ᠮᠠᠨᠢ ᠤᠩᠰᠢᠵᠦ ᠰᠠᠯᠤᠯᠳᠠ ᠢᠢᠨ ᠶᠤᠰᠤᠯᠠᠯ ᠢ ᠬᠢᠵᠦ᠂ ᠦᠳᠡ ᠢᠢᠨ ᠡᠮᠦᠨ᠎ᠠ ᠢᠢᠨ ᠠᠷᠪᠠᠨ ᠴᠠᠭ ᠲᠤ ᠱᠠᠷᠢᠯ ᠢ ᠨᠢ ᠭᠠᠷᠭᠠᠪᠠ᠃
    ᠦᠳᠡ ᠢᠢᠨ ᠬᠤᠢᠢᠨ᠎ᠠ ᠢᠢᠨ ᠵᠢᠷᠭᠤᠭᠠᠨ ᠴᠠᠭ ᠲᠤ ᠰᠤᠷᠭᠠᠭᠤᠯᠢ ᠢᠢᠨ ᠬᠡᠴᠢᠶᠡᠯᠯᠡᠬᠡ ᠢᠢᠨ ᠬᠡᠷ ᠲᠤ ᠮᠣᠩᠭᠣᠯ ᠤᠶᠤᠳᠡᠳ ᠢ ᠴᠣᠭᠯᠠᠷᠠᠭᠤᠯᠵᠦ᠂ ᠰᠤᠷᠭᠠᠭᠤᠯᠢ ᠢᠢᠨ ᠣᠳᠣᠷᠢᠳᠬᠤ ᠪᠠᠭ ᠡᠴᠡ ᠡᠷᠬᠢᠯᠡᠭᠰᠡᠨ ᠲᠠᠢᠢᠯᠪᠦᠷᠢᠯᠠᠨ ᠶᠠᠷᠢᠯᠴᠠᠬᠤ ᠬᠤᠷᠠᠯ ᠢ ᠬᠢᠪᠡ᠃ ᠰᠤᠷᠭᠠᠭᠤᠯᠢ ᠡᠴᠡ ᠳ᠋ᠦᠩᠨᠡᠯᠳᠡ ᠬᠢᠵᠦ᠂ ᠰᠤᠷᠤᠭᠴᠢᠳ ᠡᠴᠡ ᠲᠤᠷᠡᠳᠤᠭᠰᠠᠨ ᠣᠯᠠᠨ ᠠᠰᠠᠭᠤᠯᠳᠡ ᠵᠢ ᠨᠢᠬᠡ ᠨᠢᠬᠡ ᠪᠡᠷ ᠨᠢ ᠨᠠᠷᠢᠨ ᠲᠠᠢᠢᠯᠪᠦᠷᠢᠯᠠᠵᠦ ᠦᠭ᠍ᠪᠡ᠃
    ᠰᠠᠢᠢᠬᠠᠨ ᠨᠢᠬᠡ ᠮᠣᠩᠭᠣᠯ ᠵᠠᠯᠠᠭᠤ ᠪᠡᠨ ᠪᠢᠳᠡ ᠬᠠᠷᠠᠮᠰᠠᠨ ᠭᠠᠰᠢᠭᠤᠳᠠᠵᠦ ᠪᠠᠢᠢᠨ᠎ᠠ᠃

                     2012᠂08᠂01









    -------------- ᠨᠢᠭᠤᠷ ᠬᠠᠭᠤᠳᠠᠰᠤ --------------