ᠭᠠᠰᠢᠭᠤᠳᠠᠯ ᠤᠨ ᠴᠢᠮᠡᠭᠡ
ᠨᠢᠢᠭᠠᠲ᠋ᠠ ᠠᠵᠦ ᠠᠬᠤᠢᠢᠯᠠᠯ ᠤᠨ ᠶᠡᠬᠡ ᠰᠤᠷᠭᠠᠭᠤᠯᠢ ᠶᠢᠨ ᠭᠤᠷᠪᠠᠳᠤᠭᠠᠷ ᠣᠨ ᠦ ᠣᠶᠤᠲᠠᠨ ᠰᠠᠨᠰᠠᠷ᠂ ᠳᠠᠯᠠᠢ ᠶᠢᠨ ᠤᠰᠤᠨ ᠦ ᠭᠡᠨᠡᠲᠡᠯ ᠡᠴᠡ ᠪᠣᠯᠵᠤ ᠨᠠᠰᠤ ᠪᠠᠷᠠᠪᠠ᠃
2012 ᠣᠨ ᠦ 7 ᠰᠠᠷᠠᠢᠢᠨ 29 ᠦ᠌ ᠡᠳᠦᠷ ᠤᠨ ᠦᠳᠡ ᠶᠢᠨ ᠬᠣᠢᠢᠨ᠎ᠠ᠂ ᠣᠶᠤᠲᠠᠨ ᠰᠠᠨᠰᠠᠷ ᠠᠬ᠎ᠠ ᠪᠣᠯᠤᠨ ᠨᠠᠢᠢᠵᠠ ᠲᠠᠢ ᠭᠤᠷᠪᠠᠭᠤᠯᠠ ᠪᠠᠨ ᠺᠠᠱ᠋ᠢᠸᠠᠽᠠᠺᠢ ᠶᠢᠨ ᠳᠠᠯᠠᠢ ᠶᠢᠨ ᠬᠦᠪᠡᠭᠡᠨ ᠳᠤ᠂ ᠤᠰᠤᠨ ᠳᠤ ᠨᠠᠭᠠᠳᠤᠵᠤ ᠪᠠᠢᠢᠭᠠᠳ ᠳᠠᠯᠠᠢ ᠶᠢᠨ ᠤᠰᠤᠨ ᠳᠤ ᠵᠢᠪᠪᠦᠨ ᠡᠨᠳᠡᠭᠳᠡᠯ ᠳᠤ ᠤᠴᠢᠷᠠᠪᠠ᠃ ᠡᠨᠡᠬᠦ ᠡᠨᠳᠡᠭᠳᠡᠯ ᠨᠢ ᠦᠳᠡ ᠶᠢᠨ ᠬᠣᠢᠢᠨ᠎ᠠ ᠶᠢᠨ ᠲᠠᠪᠦᠨ ᠴᠠᠭ ᠳᠥᠴᠢᠨ ᠮᠢᠨᠦ᠋ᠲ ᠶᠢᠨ ᠦᠶ᠎ᠡ ᠪᠠᠷ ᠡᠭᠦᠰᠴᠦ᠂ ᠳᠠᠷᠤᠢᠢᠬᠠᠨ ᠲᠦᠷᠭᠡᠨ ᠠᠪᠤᠷᠠᠯᠲᠠ ᠬᠢᠭ᠌ᠰᠡᠨ ᠪᠣᠯᠪᠠᠴᠤ ᠬᠠᠷᠠᠮᠰᠠᠯᠲᠠᠢ ᠨᠢ ᠣᠶᠤᠲᠠᠨ ᠰᠠᠨᠰᠠᠷ ᠮᠠᠨᠢ ᠨᠠᠭᠠᠰᠢ ᠡᠷᠭᠢᠭ᠌ᠰᠡᠨ ᠦᠭᠡᠢ᠃ ᠣᠷᠣᠢ ᠶᠢᠨ ᠳᠣᠯᠤᠭᠠᠨ ᠴᠠᠭ ᠬᠣᠷᠢᠨ ᠬᠣᠶᠠᠷ ᠮᠢᠨᠦ᠋ᠲ ᠲᠤ᠂ ᠡᠮᠨᠡᠯᠡᠭᠡ ᠶᠢᠨ ᠬᠣᠷᠢᠶᠠᠨ ᠡᠴᠡ ᠨᠠᠰᠤ ᠪᠠᠷᠠᠭᠰᠠᠨ ᠢ ᠮᠡᠳᠡᠭᠳᠡᠪᠡ᠃
7 ᠰᠠᠷᠠᠢᠢᠨ 31 ᠦ᠌ ᠡᠳᠦᠷ ᠤᠨ ᠦᠳᠡ ᠶᠢᠨ ᠡᠮᠦᠨ᠎ᠡ ᠶᠢᠨ ᠶᠢᠰᠦᠨ ᠴᠠᠭ ᠡᠴᠡ ᠺᠠᠱ᠋ᠢᠸᠠᠽᠠᠺᠢ ᠬᠣᠲᠠ ᠶᠢᠨ ᠬᠠᠺᠦᠽᠧᠨᠱ᠋ᠢᠶᠠ (柏善社) ᠭᠠᠰᠢᠭᠤᠳᠠᠯ ᠤᠨ ᠭᠠᠵᠠᠷ ᠲᠤ ᠣᠶᠤᠲᠠᠨ ᠰᠠᠨᠰᠠᠷ ᠤᠨ ᠭᠠᠰᠢᠭᠤᠳᠠᠯ ᠤᠨ ᠬᠤᠷᠠᠯ ᠢ ᠬᠢᠬᠦ ᠪᠣᠯᠤᠨ᠎ᠠ᠃
ᠣᠶᠤᠲᠠᠨ ᠰᠠᠨᠰᠠᠷ ᠪᠣᠯ ᠦᠪᠦᠷ ᠮᠣᠨᠭᠭᠤᠯ ᠤᠨ ᠰᠢᠯᠢᠨ ᠭᠣᠣᠯ ᠠᠢᠢᠮᠠᠭ ᠤᠨ ᠰᠢᠯᠤᠭᠤᠨ ᠴᠠᠭᠠᠨ ᠬᠣᠰᠢᠭᠤ ᠨᠤᠲᠤᠭ ᠲᠠᠢ᠃ 2010 ᠣᠨ ᠦ 4 ᠰᠠᠷ᠎ᠠ ᠳᠤ᠂ ᠶᠠᠫᠦᠨ ᠦ ᠨᠢᠢᠭᠠᠲ᠋ᠠ ᠠᠵᠤ ᠠᠬᠤᠢᠢᠯᠠᠯ ᠤᠨ ᠶᠡᠬᠡ ᠰᠤᠷᠭᠠᠭᠤᠯᠢ ᠳᠤ ᠣᠶᠤᠲᠠᠨ ᠶᠢᠡᠷ ᠣᠷᠤᠭᠰᠠᠨ ᠪᠠᠢᠢᠪᠠ᠃
2012᠂07᠂30
|